ᠨᠢᠭᠡ ᡂᠢ ᠪᠥᠰ

貢獻者:AIJUN 類別:其他 時間:2022-04-21 16:33:25 收藏數:1 評分:0
返回上页 舉報此文章
请选择举报理由:




收藏到我的文章 改錯字
1 ᠨᠢᠭᠡ ᡂᠢ ᠪᠥᠰ ᠠᠪᠬᠤ ᠶᠢᠨ ᠲᠥᠯᠥᠭᠡ ᠨᠢᠭᠡ ᠴᠢᠨᠦ᠎ᠠ ᠠᠪᠠᠯᠠᠨ᠎ᠠ
2 ᠭᠡᠰᠡᠨ ᠦᠯᠢᠭᠡᠷ ᠢ ᠰᠣᠨᠣᠰᠤᠭᠰᠠᠨ ᠦᠦ︖
3 ᠰᠣᠨᠣᠰᠤᠭᠰᠠᠨ ᠦᠭᠡᠢ ᠬᠥᠮᠥᠰ ᠣᠯᠠᠨ ᠪᠣᠢ᠃
4 ᠪᠤᠳ᠋ᠳ᠋ᠾᠠ ᠪᠤᠷᠬᠠᠨ ᠤ ᠵᠠᠷᠯᠢᠭ ᠢ ᠣᠯᠣᠭᠰᠠᠨ ᠶᠤᠮ ᠰᠢᠭ᠋ ᠵᠠᠷᠢᠮ ᠬᠥᠮᠥᠰ
5 ᠢᠩᠭᠢᠵᠦ ᠲᠦᠢᠪᠡᠭᠡᠨ᠎ᠡ᠃ ᠤᠲᠠᠰᠤᠨ ᠤ ᠳ᠋ᠤᠭᠠᠷ ᠢᠶᠠᠨ ᠫᠤᠤ ᠶᠢᠨ ᠠᠮᠠᠰᠠᠷ ᠲᠤ ᠪᠠᠨ
6 ᠡᠯᠭᠦᠵᠦ᠂ ᠲᠡᠷᠡ ᠬᠥᠭᠡᠷᠦᠬᠦᠨ ᠠᠮᠢᠲᠠᠨ ᠢ ᠬᠣᠷᠣᠭᠠᠬᠤ ᠳᠤ ᠪᠠᠨ ᠰᠡᠳᠬᠢᠯ ᠳ᠋ᠤᠨᠢ
7 ᠪᠠᠭᠠᠬᠠᠨ ᠴᠤ ᠬᠠᠷ᠎ᠠ ᠪᠠᠭᠤᠭᠰᠠᠨ ᠦᠭᠡᠢ᠂ ᠬᠠᠷᠢᠨ ᠲᠧᠭᠨᠢᠭ ᠮᠡᠷᠭᠡᠵᠢᠯ ᠦᠨ
8 ᠷᠢᠳᠢ ᠰᠢᠳᠢ ᠶᠢ ᠦᠵᠡᠭᠦᠯᠵᠦ ᠪᠠᠢᠭ᠎ᠠ ᠮᠡᠲᠦ ᠣᠮᠣᠭ ᠪᠠᠷᠳᠠᠮ ᠬᠠᠷᠠᠭᠳᠠᠬᠤ ᠶᠤᠮ᠃
9 ᠲᠧᠯᠸᠢᠰ ᠵᠦᠴᠦᠭᠡ ᠳᠦ ᠭᠠᠷᠳᠠᠭ ᠶᠠᠷᠭᠠᠴᠢᠨ ᠬᠢᠭᠡᠳ ᠠᠯᠠᠭᠤᠷᠴᠢᠨ ᠠᠴᠠ ᠴᠤ ᠬᠠᠷᠭᠢᠰ
4 ᠪᠠᠢᠳᠠᠭ ᠨᠢ ᠡᠳᠡᠭᠡᠷ ᠬᠥᠮᠥᠰ ᠶᠤᠮ᠃ ᠨᠢᠭᠡ ᠮᠢᠯᠢᠮᠧᠲᠷ ᠡᠴᠡ ᠨᠢᠭᠡ ᠮᠧᠲᠷ ᠦᠨ
9 ᠬᠣᠭᠣᠷᠣᠨᠳᠤ ᠶᠠᠮᠠᠷ ᠴᠤ ᠤᠴᠢᠷ ᠡᠭᠦᠰᠴᠢᠬᠡᠬᠦ ᠲᠣᠬᠢᠶᠠᠯᠳᠤᠮᠵᠢ ᠣᠷᠣᠰᠢᠵᠤ ᠪᠠᠢᠳᠠᠭ᠃
7 ᠰᠢᠯᠦᠭᠴᠢ ᠰᠠᠢᠨᠴᠣᠭᠲᠤ ᠶᠢᠨ ᠰᠢᠯᠦᠭ ᠲᠦ ᠭᠠᠷᠳᠠᠭ ᠬᠥᠭᠡᠷᠦᠬᠦᠨ ᠲᠠᠤᠯᠠᠢ ᠮᠡᠲᠦ
3 ᠠᠮᠢᠲᠠᠨ ᠢ ᠠᠯᠠᠵᠤ ᠬᠢᠳᠤᠬᠤ ᠶᠣᠰᠣ ᠦᠭᠡᠢ ᠪᠥᠭᠡᠳ ᠳᠣᠭᠰᠢᠨ ᠬᠡᠷᠴᠡᠭᠡᠢ
8 ᠠᠷᠢᠶᠠᠲᠠᠳ ᠢ ᠴᠤ ᠬᠥᠮᠥᠰ ᠳᠤᠷ᠎ᠠ ᠲᠠᠪᠠ ᠪᠠᠷ ᠢᠶᠠᠨ ᠠᠮᠢ ᠶᠢ ᠨᠢ
5 ᠬᠣᠷᠣᠭᠠᠬᠤ ᠰᠢᠯᠲᠠᠭ ᠠᠯᠠᠭ᠎ᠠ︕ ᠬᠣᠷᠸ᠎ᠠ ᠭᠡᠭᠴᠢ ᠡᠢᠮᠦ ᠯᠡ
7 ᠰᠣᠨᠢᠨ︽ ᠵᠥᠭᠡᠯᠡᠨ ᠦ ᠮᠢᠬ᠎ᠠ ᠴᠢᠭᠢᠷᠠᠭ ᠤᠨ ᠢᠳᠡᠭᠡᠨ︾ ᠭᠡᠳᠡᠭ ᠨᠢ
4 ᠦᠨᠡᠨ ᠶᠣᠰᠣ ᠦᠦ︖ ᠲᠠᠤᠯᠠᠢ ᠥᠪᠡᠷ ᠢᠶᠡᠨ ᠲᠠᠤᠯᠠᠢ ᠪᠣᠯᠵᠤ
3 ᠵᠠᠶᠠᠭᠠᠬᠤ ᠳᠤᠷ᠎ᠠ ᠦᠭᠡᠢ᠂ ᠭᠡᠶ᠎ᠡ ᠠᠷᠰᠯᠠᠨ ᠶᠠᠮᠠᠷ ᠠᠷᠰᠯᠠᠨ ᠪᠣᠯᠵᠤ ᠲᠥᠷᠥᠬᠦ
0 ᠳᠤᠷᠠᠲᠠᠢ ᠭᠡᠵᠦ ᠦᠦ︖ ᠬᠥᠮᠥᠰ ᠳᠠᠩᠳᠠ ᠮᠧᠬᠠᠨᠢᠭᠴᠢᠯᠠᠭᠰᠠᠨ ᠪᠣᠳᠣᠯ ᠢᠶᠠᠷ
1 ᠤᠴᠢᠷ ᠶᠠᠪᠤᠳᠠᠯ ᠢ ᠰᠢᠢᠳᠪᠦᠷᠢᠯᠡᠳᠡᠭ᠃ ᠪᠢᠲᠡᠭᠡᠢ ᠬᠥᠮᠥᠨ ᠪᠣᠯᠵᠤ ᠲᠥᠷᠥᠯ᠎ᠡ᠂
2 ᠠᠮᠢᠲᠠᠨ ᠤ ᠮᠠᠩᠯᠠᠢ ᠪᠣᠯᠴᠢᠬᠠᠯ᠎ᠠ ᠬᠡᠮᠡᠨ ᠬᠢᠵᠦ ᠪᠠᠢᠭ᠎ᠠ ᠵᠦᠢᠯᠡᠰ ᠢᠶᠡᠨ
3 ᠪᠦᠷ ᠵᠥᠪ ᠬᠡᠮᠡᠨ ᠪᠣᠳᠣ︕ ᠵᠥᠪ ᠰᠣᠩᠭᠣᠭᠰᠠᠨ ᠴᠤ ᠪᠤᠷᠤᠭᠤ ᠪᠠᠢᠵᠤ
4 ᠮᠡᠳᠡᠨ᠎ᠡ᠂ ᠪᠤᠷᠤᠭᠤ ᠰᠣᠩᠭᠣᠭᠰᠠᠨ ᠨᠢ ᠨᠡᠩ ᠱᠠᠯ ᠳᠡᠮᠡᠢ ᠪᠤᠷᠤᠭᠤ ᠪᠠᠢᠵᠤ ᠮᠡᠳᠡᠨ᠎ᠡ᠃
5 ᠲᠠᠸᠠᠷ ᠤᠨ ᠦᠨ᠎ᠡ ᠶᠢ ᠡᠵᠡᠮᠳᠡᠵᠦ ᠪᠠᠢᠭ᠎ᠠ ᠰᠢᠭ᠋ ᠬᠥᠮᠥᠨ ᠦ ᠴᠢᠨᠠᠷ ᠢ
6 ᠡᠵᠡᠮᠳᠡᠵᠦ ᠡᠰᠡ ᠳᠡᠢᠯᠦᠨ᠎ᠡ᠃ ᠢᠯᠡᠭᠦᠦ ᠲᠠᠢᠯᠪᠤᠷᠢᠯᠠᠬᠤ ᠬᠡᠷᠡᠭ ᠠᠯᠠᠭ᠎ᠠ
7 ᠪᠢᠳᠡ ᠦᠨᠡᠨ ᠳᠡᠬᠡᠨ ᠬᠠᠮᠤᠭ ᠰᠡᠷᠭᠦᠯᠡᠩ ᠠᠮᠢᠲᠠᠨ ᠪᠢᠰᠢ ᠪᠠᠢᠬ᠎ᠠ ⁈
声明:以上文章均为用户自行添加,仅供打字交流使用,不代表本站观点,本站不承担任何法律责任,特此声明!如果有侵犯到您的权利,请及时联系我们删除。